Toon(Remix)

歌手 RedHillZasagzaya RedHillZasagzaya

Toon(Remix) 歌詞

ᠲᠤᠭᠤᠨᠤ
ᠨᠠᠷᠠᠨ ᠰᠢᠩᠭᠡᠬᠦ ᠠᠭᠤᠯᠠᠨ ᠨᠠᠭᠠᠲᠠᠬᠢ ᠡᠨᠡ ᠦᠳᠡᠰᠢ ᠶᠢᠨ ᠲᠤᠯᠤᠩ
ᠠᠭᠠᠳᠠᠷ ᠪᠤᠷᠤᠭᠠᠨ ᠤ ᠳᠠᠷᠠᠭᠠᠬᠢ ᠳᠤᠯᠤᠭᠠᠨ ᠦᠩᠭᠡ ᠶᠢᠨ ᠰᠤᠯᠤᠩᠭ᠎ᠠ
ᠭᠢᠯᠠᠯᠵᠠᠭᠰᠠᠨ ᠬᠦᠬᠡᠬᠤᠲᠠ ᠶᠢᠨ ᠭᠤᠳᠤᠮᠵᠢᠨ ᠤ ᠪᠤᠯᠤᠩ
ᠡᠷᠬᠡ ᠴᠢᠯᠦᠭᠡ ᠬᠦᠯᠢᠶᠡᠰᠦᠯᠡᠭᠰᠡᠨ ᠪᠤᠳᠤᠯ ᠤᠨ ᠮᠢᠨᠢ ᠱᠤᠷᠤᠩ
ᠡᠨᠡ ᠪᠦᠬᠦᠨ ᠢ ᠬᠠᠷᠠᠭᠤᠯᠠᠭᠰᠠᠨ ᠰᠡᠳᠭᠢᠯ ᠦᠨ ᠮᠢᠨᠢ ᠲᠤᠭᠤᠨᠤ
ᠴᠢ ᠮᠢᠨᠤ ᠬᠠᠢᠵᠦ ᠪᠠᠢᠭᠰᠠᠨ ᠪᠤᠳᠤᠵᠦ ᠶᠠᠪᠤᠭᠰᠠᠨ ᠢᠷᠡᠭᠡᠳᠦᠢ ᠶᠢ ᠤᠯᠭᠤᠨ᠎ᠠ
ᠲᠡᠷᠡ ᠪᠤᠯ ᠬᠢᠫ ᠬᠤᠫ᠂ ᠴᠤᠬᠢᠯᠭ᠎ᠠ ᠲᠤᠭ ᠲᠤᠭ
ᠦᠪᠡᠷ ᠦᠨ ᠠᠯᠢᠪᠠ ᠪᠤᠳᠤᠭᠰᠠᠨ ᠵᠦᠢᠯ ᠢᠶᠡᠨ ᠬᠦᠭᠵᠢᠮ ᠳᠦ ᠲᠤᠬᠤ
ᠲᠤᠭᠤᠨᠤ ᠪᠠᠷ ᠲᠤᠰᠤᠭᠰᠠᠨ ᠭᠡᠷᠡᠯ ᠨᠠᠮ᠎ᠠ ᠶᠢ ᠢᠪᠡᠭᠡᠨ ᠭᠡᠢᠭᠦᠯᠳᠡᠩ
ᠡᠭᠴᠡ ᠬᠠᠳᠠᠨ ᠠᠴᠠ ᠤᠢᠴᠢᠮᠠᠷ ᠪᠠᠢᠪᠠᠯ ᠨᠠᠮ᠎ᠠ ᠶᠢ ᠲᠠᠲᠠᠵᠦ ᠡᠷᠭᠢᠭᠦᠯᠳᠡᠭ
ᠪᠢ ᠰᠡᠳᠭᠢᠯ ᠤᠨ ᠲᠤᠭᠤᠨᠤ ᠪᠠᠷ ᠢᠶᠠᠨ ᠮᠦᠩᠬᠡ ᠲᠡᠭᠷᠢ ᠶᠢ ᠬᠠᠷᠠᠨ᠎ᠠ
ᠮᠦᠩᠬᠡ ᠶᠢᠨ ᠰᠢᠲᠦᠭᠡᠨ ᠲᠡᠭᠷᠢ ᠨᠠᠮ᠎ᠠ ᠶᠢ ᠦᠨᠦᠰᠦᠨ ᠲᠠᠭᠠᠯᠠᠨ᠎ᠠ
ᠲᠡᠭᠷᠢ ᠪᠡᠷ ᠪᠦᠬᠦ ᠶᠠᠭᠤᠮ᠎ᠠ ᠵᠢᠭᠠᠯᠭᠠᠨ᠎ᠠ᠂ ᠪᠤᠷᠤᠭᠤ ᠪᠤᠳᠤᠯ ᠢ ᠰᠠᠯᠭᠠᠨ᠎ᠠ
ᠦᠪᠡᠷ ᠦᠨ ᠬᠠᠮᠤᠭ ᠬᠦᠰᠡᠯ ᠮᠦᠷᠦᠭᠡᠳᠦᠯ ᠳᠦ ᠪᠡᠨ ᠱᠤᠮᠪᠠᠨ ᠵᠢᠷᠭᠠᠨ᠎ᠠ
ᠲᠡᠩᠷᠢ ᠶᠢᠨ ᠴᠡᠩᠬᠡᠷ ᠢ ᠪᠢ ᠴᠢᠨᠦ ᠮᠡᠯᠮᠡᠢ ᠪᠡᠷ ᠦᠯᠦᠭᠡᠢ ᠡᠴᠡ ᠠᠩᠬ᠎ᠠ ᠬᠠᠷᠠᠯ᠎ᠠ
ᠦᠨᠦᠳᠦᠷ ᠦᠨ ᠪᠤᠷᠤᠭᠠᠨ ᠤ ᠲᠤᠰᠤᠯ ᠢ ᠲᠤᠭᠤᠨᠤ ᠪᠠᠷ ᠠᠮᠰᠠᠨ᠂ ᠮᠠᠷᠭᠠᠰᠢ ᠡᠴᠡ ᠨᠠᠷᠠ ᠬᠦᠰᠡᠨ
ᠪᠢ ᠴᠢᠮ᠎ᠠ ᠡᠴᠡ ᠬᠠᠮᠤᠭ ᠤᠶᠤᠨ ᠤᠬᠠᠭᠠᠨ ᠪᠦᠬᠦᠨ ᠢ ᠤᠯᠤᠭᠰᠠᠨ
ᠲᠠᠯ᠎ᠠ ᠶᠢᠨ ᠮᠤᠩᠭᠤᠯ ᠠᠢᠯ ᠡᠷᠦᠬᠡ ᠪᠡᠨ ᠰᠡᠬᠦᠨ ᠰᠢᠨ᠎ᠡ ᠡᠳᠦᠷ ᠢᠶᠡᠨ ᠤᠭᠲᠤᠨ
ᠲᠤᠭᠤᠨᠤ ᠪᠠᠷ ᠲᠤᠰᠬᠤ ᠦᠷᠯᠦᠭᠡ ᠶᠢᠨ ᠨᠠᠷᠠᠨ ᠬᠤᠢᠮᠤᠷ ᠢ ᠮᠢᠨᠢ ᠭᠷᠡᠯᠲᠡᠭᠦᠯᠦᠨ᠎ᠡ
ᠠᠭᠠᠭ ᠲᠠᠢ ᠴᠠᠢ ᠳ᠋ᠦ ᠪᠡᠨ ᠰᠦ ᠪᠡᠨ ᠰᠠᠮᠠᠷᠠᠵᠦ ᠮᠤᠩᠭᠤᠯ ᠪᠦᠰᠡᠭᠦᠢ ᠶᠠᠭᠠᠷᠠᠨ᠎ᠠ
ᠠᠭᠤᠯᠠ ᠰᠢᠭ᠋ ᠮᠤᠩᠭᠤᠯ ᠡᠷ᠎ᠡ ᠤᠷᠭ᠎ᠠ ᠪᠡᠨ ᠲᠤᠯᠤᠭᠠᠳ ᠠᠳᠤᠭᠤᠨ ᠳ᠋ᠦ ᠪᠡᠨ ᠮᠤᠷᠳᠠᠨ᠎ᠠ
ᠢᠯᠡ ᠲᠠᠢ ᠲᠤᠰᠬᠤ ᠲᠤᠭᠤᠨᠤ ᠶᠢᠨ ᠭᠡᠷᠡᠯ ᠢᠰᠡᠭᠡᠢ ᠭᠡᠷ ᠦᠨ ᠳᠤᠯᠠᠭᠠᠴᠠᠯ
ᠠᠯᠤᠰ ᠢ ᠵᠤᠷᠢᠬᠤ ᠮᠤᠩᠭᠤᠯ ᠬᠡᠤᠬᠡᠳ ᠤᠨ ᠠᠮᠢᠳᠤᠷᠠᠯ ᠤᠨ ᠪᠡᠯᠭᠡᠳᠡᠯ
ᠡᠨᠡ ᠪᠤᠯ ᠮᠢᠨᠦ ᠠᠮᠢᠳᠤᠷᠠᠯ ᠬᠢᠪ ᠬᠤᠫ ᠤᠨ ᠬᠦᠭᠡᠭᠡᠴᠡᠯᠳᠦᠯ
ᠤᠷᠤᠢ ᠡᠴᠡ ᠰᠠᠴᠤᠭᠰᠠᠨ ᠠᠷᠢᠭᠤᠨ ᠭᠡᠭᠡ ᠬᠦᠰᠡᠯ ᠦᠨ ᠮᠢᠨᠢ ᠰᠠᠴᠤᠯᠢ
ᠬᠤᠯᠠ ᠶᠢᠨ ᠭᠠᠵᠠᠷ ᠬᠠᠷᠢ ᠶᠢᠨ ᠨᠤᠲᠤᠭ ᠵᠤᠷᠢᠭᠰᠠᠨ ᠵᠦᠭ ᠢᠶᠡᠨ ᠵᠢᠳᠬᠦ
ᠬᠦᠴᠢᠷ ᠪᠡᠷᠬᠡ ᠤᠴᠠᠷᠠᠬᠤ ᠳᠤ ᠬᠦᠷᠪᠡᠯ ᠦᠪᠡᠷ ᠤᠨ ᠪᠡᠶ᠎ᠡ ᠪᠡᠨ ᠴᠢᠩᠭᠠᠯᠠ
ᠬᠡᠭᠦᠳᠡᠭ ᠴᠡᠭᠡᠵᠢᠨ ᠳ᠋ᠦ ᠬᠢ ᠤᠷᠤᠰᠢᠬᠤ ᠰᠡᠳᠭᠢᠯ ᠤᠨ ᠲᠤᠭᠤᠨᠤ ᠪᠡᠨ ᠰᠡᠬᠦ
ᠬᠤᠢᠴᠢᠰ ᠤᠨ ᠭᠡᠵᠦ ᠦᠯᠡᠳᠡᠭᠡᠭᠰᠡᠨ ᠤᠶᠤᠨ ᠤ ᠰᠠᠴᠤᠯᠢ ᠵᠢᠷᠦᠬᠡᠨ ᠳᠦ ᠪᠠᠭᠤᠨ᠎ᠠ
ᠬᠠᠴᠠᠷ ᠳᠠᠭᠠᠭᠠᠵᠦ ᠢᠯᠪᠢᠬᠦ ᠰᠠᠯᠬᠢ ᠨᠢ ᠬᠦᠷᠲᠡᠯ᠎ᠡ ᠨᠤᠲᠤᠭ ᠤᠨ ᠳᠠᠭᠤᠤ ᠬᠦᠮᠠᠢ ᠶᠢᠨ ᠳᠠᠭᠣ
ᠠᠵᠠ ᠵᠢᠷᠭᠠᠯ ᠪᠤᠶᠠᠨ ᠪᠦᠬᠦᠨ ᠪᠡᠶᠡᠨ ᠳ᠋ᠦ ᠪᠠᠭᠤᠨ᠎ᠠ
ᠬᠦᠬᠡ ᠲᠡᠭᠷᠢ ᠶᠢᠨ ᠢᠪᠡᠭᠡᠯ ᠬᠦᠷᠲᠡᠭᠡᠭᠰᠡᠨ ᠦᠯᠦᠭᠡᠢ ᠶᠢᠨ ᠬᠠᠷᠠᠭ᠎ᠠ
ᠬᠠᠮᠤᠭ ᠮᠤᠩᠭᠤᠯ ᠤᠨ ᠠᠷᠢᠭᠤᠨ ᠰᠤᠶᠤᠯ ᠢᠶᠠᠨ ᠲᠤᠭᠤᠨᠤ ᠡᠴᠡ ᠪᠡᠨ ᠬᠠᠷᠠᠶ᠎ᠠ
ᠰᠠᠷᠠᠭᠤᠯ ᠤᠬᠠᠭᠠᠨ ᠢᠲᠡᠭᠡᠯ ᠵᠤᠷᠢᠭ ᠡᠷᠴᠢ ᠬᠦᠴᠦᠨ ᠢ ᠨᠠᠳᠠ ᠤᠯᠭᠤᠭᠰᠠᠨ
ᠪᠠᠰᠠ ᠨᠠᠳᠠ ᠳᠤ ᠬᠠᠢᠷ᠎ᠠ ᠶᠢᠨ ᠳᠤᠷᠠᠰᠤᠯ ᠠᠨᠳᠠ ᠶᠢᠨ ᠵᠢᠷᠦᠮ ᠬᠦᠰᠡᠯ ᠶᠢᠨ ᠬᠠᠷᠢᠭᠤ ᠶᠢ ᠮᠡᠳᠡᠷᠡᠭᠦᠯᠦᠭᠰᠡᠨ
ᠦᠪᠡᠷ ᠤᠨ ᠬᠦᠰᠡᠭᠰᠡᠨ ᠢᠷᠡᠭᠡᠳᠦᠢ ᠪᠡᠨ ᠵᠤᠷᠢᠭᠰᠠᠨ ᠪᠢ᠂ ᠰᠡᠳᠭᠢᠯ ᠵᠢᠷᠦᠬᠡᠨ ᠰᠠᠢᠬᠠᠨ ᠲᠤᠭᠤᠨᠤ ᠪᠠᠨ ᠬᠠᠢᠭᠰᠠᠨ ᠪᠢ
ᠪᠤᠳᠤᠯ ᠤᠨ ᠴᠠᠭᠠᠨᠠᠬᠢ ᠬᠦᠰᠡᠭᠰᠡᠨ ᠰᠠᠨᠠᠭᠰᠠᠨ ᠠᠷᠢᠭᠤᠨ ᠵᠦᠢᠯᠡᠰ ᠢᠶᠡᠨ ᠳᠤᠷᠠᠰᠤᠨ᠎ᠠ
ᠲᠠᠬᠢᠯᠲᠠ
ᠬᠦᠭᠵᠢᠯ ᠲᠠᠢ ᠡᠨᠡ ᠬᠤᠲᠠ ᠳᠤ ᠬᠦᠮᠦᠨ ᠬᠠᠷ᠎ᠠ ᠤᠯᠠᠨ ᠰᠦᠯᠵᠢᠯᠳᠦᠨ
ᠬᠦᠭᠡᠷᠦᠬᠦᠢ ᠪᠢ ᠦᠪᠡᠷ ᠢ ᠪᠡᠨ ᠢᠪᠴᠢᠭᠦᠬᠡᠨ ᠵᠠᠢ ᠳᠦ ᠪᠡᠨ ᠰᠠᠬᠢᠵᠦ ᠦᠯᠡᠳᠡᠨ᠎ᠡ
ᠭᠦᠨ ᠠᠮᠢᠰᠬᠤᠨ ᠲᠠᠢᠪᠤᠭᠤ ᠪᠤᠳᠤᠨ᠎ᠠ
ᠪᠠᠶᠠᠷ ᠭᠤᠨᠢᠭ ᠬᠤᠶᠠᠷ ᠤᠷᠤᠯᠳᠤᠨ᠎ᠠ
ᠬᠠᠲᠠᠭᠤ ᠠᠮᠢᠳᠤᠷᠠᠯ ᠨᠠᠮᠠᠢ ᠦᠰᠦᠳᠡᠨ᠎ᠡ ᠡᠨᠡ ᠬᠤᠲᠠ ᠠᠴᠠ ᠵᠢᠭᠤᠳᠠᠨ ᠤᠳᠤᠨ᠎ᠠ
ᠬᠤᠨᠤᠭ ᠤᠨ ᠤᠷᠲᠤ ᠳᠤ ᠰᠦᠨᠢ ᠶᠢᠨ ᠦᠩᠭᠡ ᠲᠤᠭᠤᠨᠤ ᠪᠠᠷ
ᠬᠠᠷᠠᠭᠳᠠᠵᠤ ᠭᠤᠨᠢᠭᠯᠠᠭᠰᠠᠨ ᠰᠡᠳᠭᠢᠯ ᠢ ᠪᠡᠨ ᠰᠤᠨᠤᠷ ᠲᠡᠬᠢ ᠬᠦᠭᠵᠢᠮ ᠢᠶᠡᠷ ᠠᠷᠭᠠᠳᠠᠵᠦ ᠤᠳᠤ ᠶᠠᠭᠠᠬᠢᠨ᠎ᠠ
ᠦᠭᠡᠢ ᠦᠭᠡᠢ ᠡᠨᠡ ᠪᠦᠬᠦᠨ ᠡᠴᠡ ᠵᠢᠭᠤᠳᠠᠵᠦ ᠪᠤᠯᠠᠬᠤ ᠦᠭᠡᠢ
ᠦᠪᠡᠷ ᠤᠨ ᠢᠶᠠᠨ ᠰᠠᠨᠠᠭᠰᠠᠨ ᠪᠠᠢᠳᠠᠭ ᠪᠦᠬᠦᠨ ᠢᠶᠡᠨ ᠪᠢ ᠵᠠᠪᠠᠯ ᠦᠪᠡᠷ ᠢᠶᠡᠨ ᠭᠦᠢᠴᠡᠭᠡᠨ᠎ᠡ
ᠡᠭᠦᠯᠡᠨ ᠴᠢᠯᠦᠭᠡᠨ ᠦ ᠨᠠᠷᠠ ᠪᠤᠯᠤᠭᠰᠠᠨ ᠮᠢᠨᠤ ᠠᠮᠢᠳᠤᠷᠠᠯ ᠤᠨ ᠪᠠᠶᠠᠷ ᠵᠢᠷᠭᠠᠯ
ᠪᠤᠲᠠᠩᠲᠤ ᠤᠷᠴᠢᠯᠠᠩ  ᠳ᠋ᠦ ᠠᠶᠠᠯᠠᠬᠤ ᠠᠮᠠᠷ ᠦᠭᠡᠢ ᠳᠠᠩᠴᠤ ᠬᠡᠴᠡᠭᠦᠦ ᠡᠭᠦᠷᠭᠡ
ᠮᠦᠷᠦᠭᠡᠳᠤᠯ ᠲᠠᠢ ᠪᠤᠯᠬᠤᠷ ᠪᠢ ᠭᠠᠭᠴᠠᠷᠳᠠᠯ ᠠᠴᠠ ᠠᠶᠤᠳᠠᠭ ᠦᠭᠡᠢ
ᠬᠠᠷᠠᠭᠠᠴᠢ ᠳ᠋ᠠ ᠮᠢᠨᠤ ᠡᠨᠡ ᠪᠡᠶ᠎ᠡ ᠳ᠋ᠦ ᠳᠦᠭᠦᠷᠡᠩ ᠦᠯᠡᠳᠡᠭᠰᠡᠨ ᠰᠢᠷᠬ᠎ᠠ ᠰᠤᠷᠪᠢ
ᠬᠠᠷᠢᠭᠤᠴᠠᠬᠤ ᠡᠴᠡ ᠡᠬᠢᠯᠡᠵᠦ ᠡᠮᠦᠨᠡᠬᠢ ᠪᠦᠬᠦᠨ ᠢᠶᠠᠨ ᠬᠢᠵᠦ ᠯᠡ ᠪᠠᠷᠠᠬᠤ ᠵᠤᠷᠢᠯᠭ᠎ᠠ
ᠬᠢᠬᠦ ᠡᠴᠡ ᠠᠷᠭ᠎ᠠ ᠦᠭᠡᠢ ᠦᠪᠡᠷ ᠢ ᠪᠡᠨ ᠠᠷᠭᠠᠳᠠᠬᠤ ᠦᠭᠡᠢ
ᠳᠠᠬᠢᠯᠲᠠ

分享連結
複製成功,快去分享吧
  1. Toon(Remix)
RedHillZasagzaya所有歌曲
  1. Sahiya
  2. par
  3. leave沒有dream
  4. Grow up (Advance Edition)
  5. 天空之鏡
  6. CLOUDY(prod by YVNGYV&米狗)
  7. holidays
  8. P.U.R.E(Prod by FAT TIGER)
  9. dreamland
  10. RedHill
RedHillZasagzaya所有歌曲

RedHillZasagzaya熱門專輯

RedHillZasagzaya更多專輯
  1. RedHillZasagzaya SADDDDDDDD.
    SADDDDDDDD.
  2. RedHillZasagzaya 2019 CYPHER
    2019 CYPHER
  3. RedHillZasagzaya Leave my dream
    Leave my dream
  4. RedHillZasagzaya Holidays
    Holidays
  5. RedHillZasagzaya Grow up (Advance Edition)
    Grow up (Advance Edition)
  6. RedHillZasagzaya 神様
    神様
  7. RedHillZasagzaya AM!SHAA
    AM!SHAA
  8. RedHillZasagzaya U.B Night
    U.B Night