察汗淖尔(蒙语版)
莫尔根
察汗淖尔(蒙语版) 歌词
ᠳᠠᠭᠤᠨ ᠤ ᠭᠠᠵᠠᠷ ᠡᠴᠡ ᠪᠣᠯᠣᠷ ᠰᠤᠨᠳᠤᠷ ᠲᠠᠢ
ᠳᠦᠯᠭᠡᠭᠡᠨ ᠴᠠᠭᠠᠨ ᠨᠠᠭᠤᠷ ᠤᠶᠠᠩᠭ᠎ᠠ ᠳᠠᠭᠤᠤ ᠪᠠᠨ ᠬᠠᠶ᠋ᠢᠯᠠᠨᠠ
ᠳᠣᠮᠣᠭ ᠤᠨ ᠳᠤᠮᠳᠠ ᠡᠴᠡ ᠪᠠᠨ ᠵᠢᠭᠦᠷᠲᠦ ᠬᠦᠯᠦᠭ ᠨᠢ ᠲᠡᠭᠦᠯᠢᠭᠰᠡᠨ
ᠳᠣᠷᠣᠨ᠎ᠠ ᠶᠢᠨ ᠭᠡᠭᠡᠨ ᠤᠨᠳᠤᠷᠠᠭ᠎ᠠ ᠰᠡᠭᠦᠳᠡᠩ ᠰᠠᠷᠠᠨ ᠤ ᠲᠤᠶᠠᠭ᠎ᠠ
ᠴᠠᠭᠠᠨ ᠨᠠᠭᠤᠷ ᠲᠡᠭᠷᠢ ᠶ᠋ᠢᠨ ᠷᠠᠰᠢᠶᠠᠨ
ᠴᠠᠶ᠋ᠢᠳᠠᠮ ᠲᠠᠯ᠎ᠠ ᠶᠢᠨ ᠡᠷᠳᠡᠨᠢ
ᠴᠠᠭᠠᠨ ᠰᠡᠳᠭᠢᠯ ᠤᠨ ᠠᠷᠢᠭᠤᠨ ᠪᠤᠯᠠᠭ ᠮᠢᠨᠢ
ᠴᠠᠭᠠᠨ ᠨᠠᠭᠤᠷ ᠲᠡᠭᠷᠢ ᠶᠢᠨ ᠷᠠᠰᠢᠶᠠᠨ
ᠴᠠᠶ᠋ᠢᠳᠠᠮ ᠲᠠᠯ᠎ᠠ ᠶᠢᠨ ᠡᠷᠳᠡᠨᠢ
ᠴᠠᠭᠠᠨ ᠰᠡᠳᠭᠢᠯ ᠤᠨ ᠠᠷᠢᠭᠤᠨ ᠪᠤᠯᠠᠭ ᠮᠢᠨᠢ
ᠠᠢ ᠁
ᠨᠢᠭᠤᠴᠠ ᠶᠢᠨ ᠨᠢᠭᠤᠴᠠ ᠡᠴᠡ ᠲᠣᠯᠢᠳᠠᠨ ᠲᠤᠨᠤᠷᠠᠭᠰᠠᠨ
ᠮᠦᠩᠭᠦᠨ ᠴᠠᠭᠠᠨ ᠨᠠᠭᠤᠷ ᠬᠠᠭᠤᠴᠢᠨ ᠤ ᠳᠣᠮᠣᠭ ᠢᠶ᠋ᠠᠨ ᠶᠠᠷᠢᠨ᠎ᠠ
ᠡᠵᠢ ᠶᠢᠨ ᠮᠢᠨᠢ ᠬᠠᠶ᠋ᠢᠷᠠᠯᠠᠨ ᠳᠡᠭᠡᠵᠢ ᠪᠠᠨ ᠡᠷᠭᠦᠭᠰᠠᠨ
ᠡᠷᠲᠡᠨ ᠤ ᠦᠯᠢᠭᠡᠷ ᠳᠣᠮᠣᠭ ᠤᠨ ᠲᠡᠭᠷᠢ ᠡᠴᠡ ᠳᠤᠰᠤᠭᠰᠠᠨ ᠭᠡᠭᠡ
ᠴᠠᠭᠠᠨ ᠨᠠᠭᠤᠷ ᠲᠡᠭᠷᠢ ᠶᠢᠨ ᠷᠠᠰᠢᠶᠠᠨ
ᠴᠠᠶ᠋ᠢᠳᠠᠮ ᠲᠠᠯ᠎ᠠ ᠶᠢᠨ ᠡᠷᠳᠡᠨᠢ
ᠴᠠᠭᠠᠨ ᠰᠡᠳᠭᠢᠯ ᠤᠨ ᠠᠷᠢᠭᠤᠨ ᠪᠤᠯᠠᠭ ᠮᠢᠨᠢ
ᠴᠠᠭᠠᠨ ᠨᠠᠭᠤᠷ ᠲᠡᠭᠷᠢ ᠶᠢᠨ ᠷᠠᠰᠢᠶᠠᠨ
ᠴᠠᠶ᠋ᠢᠳᠠᠮ ᠲᠠᠯ᠎ᠠ ᠶᠢᠨ ᠡᠷᠳᠡᠨᠢ
ᠴᠠᠭᠠᠨ ᠰᠡᠳᠭᠢᠯ ᠤᠨ ᠠᠷᠢᠭᠤᠨ ᠪᠤᠯᠠᠭ ᠮᠢᠨᠢ
ᠴᠠᠭᠠᠨ ᠰᠡᠳᠭᠢᠯ ᠤᠨ ᠠᠷᠢᠭᠤᠨ ᠪᠤᠯᠠᠭ ᠮᠢᠨᠢ